ᠭᠠᠰ ᠪᠤᠯ ᠨᠢᠭᠡ ᠵᠥᠢᠯ ᠤᠨ ᠥᠡᠭᠭᠡ ᠥᠭᠡᠢ᠂ ᠥᠨᠥᠷ ᠥᠭᠡᠢ᠂ ᠠᠮᠠᠷᠬᠠᠨ ᠨᠤᠴᠤᠵᠤ᠂ ᠠᠮᠠᠷᠬᠠᠨ ᠲᠡᠯᠪᠡᠷᠡᠳᠡᠭ ᠭᠡᠢ ᠪᠡᠶᠡᠳᠤ ᠪᠤᠯᠤᠨ᠎ᠠ᠃ ᠭᠡᠷᠪᠡ ᠠᠭᠠᠷ | ᠲᠤᠳᠤᠷ᠎ᠠ ᠭᠠᠰ ᠤᠨ ᠥᠳᠭᠡᠴᠡ ᠨᠢ 5.5% ᠠᠴᠠ 16%ᠪᠤᠯᠬᠤ ᠥᠶᠡᠰ᠂ ᠢᠯᠡ ᠭᠠᠯ ᠲᠠᠢ ᠪᠠᠶᠢᠳᠠᠯ ᠲᠤᠤᠷ᠎ᠠ ᠲᠡᠷᠤᠢ ᠲᠡᠯᠪᠡᠷᠡᠳᠡᠭ᠃ ᠭᠠᠰ ᠲᠡᠯᠪᠡᠷᠡᠪᠡᠯ | ᠥᠨᠳᠥᠷ ᠬᠠᠯᠠᠭᠤᠨ᠂ ᠥᠨᠳᠥᠷ ᠲᠠᠷᠤᠯᠳᠠ᠂ ᠲᠠᠭᠠᠷᠢᠯᠳᠠ ᠲᠤᠯᠬᠢᠶᠠᠨ ᠢ ᠪᠤᠢ ᠪᠤᠯᠭᠠᠬᠤ ᠮᠥᠷᠳᠡᠭᠡᠨ ᠬᠤᠤᠷ ᠲᠠᠢ ᠭᠡᠢ ᠪᠡᠶᠡᠳᠤ ᠶᠢ ᠭᠠᠷᠭᠠᠳᠠᠭ᠃ | ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ●ᠭᠠᠰ ᠲᠡᠯᠪᠡᠷᠡᠬᠦ ᠶᠢ ᠰᠤᠨᠤᠰᠬᠤ ᠪᠤᠶᠤ ᠥᠵᠡᠭᠰᠡᠨ ᠥᠶᠡᠰ᠂ ᠲᠡᠯᠪᠡᠷᠡᠭᠰᠡᠨ ᠭᠠᠵᠠᠷ ᠤᠨ ᠡᠰᠡᠷᠬᠦ ᠵᠥᠭ ᠲᠤ ᠲᠡᠷᠦ᠋ᠢᠬᠠᠨ ᠭᠠᠵᠠᠷ ᠭᠡᠪᠳᠡᠵᠤ᠂ ᠤᠢᠢᠷᠠᠬᠠᠨ | ᠤᠰᠤ ᠪᠠᠶᠢᠪᠠᠯ᠂ ᠤᠰᠤᠨ ᠲᠤᠳᠤᠷ᠎ᠠ ᠲᠡᠭᠡᠭᠰᠢ ᠬᠠᠨᠳᠤᠬᠤ ᠪᠤᠶᠤ ᠬᠠᠵᠠᠭᠤᠯᠳᠠᠨ ᠭᠡᠪᠳᠡᠵᠤ᠂ ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠪᠢᠳᠡᠬᠦᠯᠡᠬᠦ ᠭᠡᠷᠡᠭᠳᠡᠢ᠃ | | ●ᠲᠡᠯᠪᠡᠷᠡᠯᠳᠡ ᠶᠢᠨ ᠲᠥᠪ ᠠᠴᠠ ᠨᠡᠯᠢᠶᠡᠳ ᠤᠢᠢᠷᠠᠬᠠᠨ ᠪᠠᠶᠢᠭ᠎ᠠ ᠬᠥᠮᠥᠰ ᠲᠡᠭᠡᠷ᠎ᠡ ᠲᠤᠷᠠᠳᠤᠭᠰᠠᠨ ᠥᠪᠡᠷ ᠢ ᠪᠠᠨ ᠠᠪᠤᠷᠠᠬᠤ ᠠᠷᠭ᠎ᠠ ᠭᠡᠮᠵᠢᠶ᠎ᠡ ᠶᠢ | ᠠᠪᠤᠭᠰᠠᠨ ᠤ ᠪᠠᠨ ᠲᠠᠷᠠᠭ᠎ᠠ᠂ ᠲᠤᠬᠠᠢ ᠶᠢᠨ ᠲᠠᠯᠠᠪᠤᠷ ᠠᠴᠠ ᠱᠠᠯᠠᠪᠬᠠᠨ ᠵᠠᠶᠢᠯᠠᠵᠤ᠂ ᠬᠤᠶᠠᠷᠳᠡᠬᠢ ᠲᠡᠯᠪᠡᠷᠡᠯᠳᠡ ᠠᠴᠠ ᠰᠡᠷᠭᠡᠶᠢᠯᠡᠨ᠎ᠡ᠃ | ●ᠭᠠᠰ ᠲᠡᠯᠪᠡᠷᠡᠭᠰᠡᠨ ᠤ ᠲᠠᠷᠠᠭ᠎ᠠ᠂ ᠡ᠊ᠨᠳᠡᠯ ᠭᠠᠷᠤᠭᠰᠠᠨ ᠭᠠᠵᠠᠷ ᠲᠤ ᠨᠡᠪᠳᠡᠷᠡᠬᠦ ᠴᠠᠬᠢᠯᠭᠠᠨ ᠤ ᠢᠷᠡᠯᠳᠡ ᠶᠢ ᠲᠡᠷᠦ᠋ᠢᠬᠠᠨ ᠲᠠᠰᠤᠳᠠᠵᠤ᠂ ᠲᠥᠷᠭᠡᠨ ᠰᠠᠯᠬᠢ | ᠨᠡᠪᠳᠡᠷᠡᠬᠦᠯᠵᠤ᠂ ᠠᠷᠭ᠎ᠠ ᠰᠥᠪᠡᠭᠴᠢᠯᠡᠨ ᠢᠯᠡ ᠭᠠᠯ ᠪᠠ ᠥᠯᠡᠳᠡᠪᠥᠷᠢ ᠭᠠᠯ ᠢ ᠤᠨᠳᠠᠷᠠᠭᠠᠵᠤ᠂ ᠲᠡᠬᠢᠨᠳᠠ ᠲᠡᠯᠪᠡᠷᠡᠬᠦ ᠠᠴᠠ ᠰᠡᠷᠭᠡᠶᠢᠯᠡᠬᠦ ᠭᠡᠷᠡᠭᠳᠡᠢ᠃ ᠠᠮᠢ | ᠥᠯᠡᠳᠡᠭᠰᠡᠨ ᠬᠥᠮᠥᠨ ᠪᠥᠬᠦᠨ ᠡ᠊ᠨᠳᠡᠯ ᠭᠠᠷᠤᠭᠰᠠᠨ ᠤ ᠰᠡᠬᠦᠯᠡᠷ ᠠᠶᠤᠯᠳᠠᠢ ᠤᠷᠤᠨ ᠠᠴᠠ ᠡᠮᠬᠢ ᠲᠠᠷᠠᠭ᠎ᠠ ᠲᠠᠢ ᠪᠠᠷ ᠰᠢᠯᠵᠢᠬᠦ ᠭᠡᠷᠡᠭᠳᠡᠢ᠃ | ●ᠨᠡᠬᠦᠷᠡᠰᠥᠳᠦ᠋ᠷᠥᠭᠴᠢ ᠶᠢᠨ ᠲᠠᠩ ᠢᠰᠥᠯ ᠳᠤ ᠬᠤᠤᠷᠳᠠᠭᠳᠠᠭᠰᠠᠳ ᠢ ᠱᠠᠯᠠᠪᠬᠠᠨ ᠰᠠᠯᠬᠢ ᠰᠠᠶᠢᠳᠠᠢ ᠠᠮᠤᠷ ᠲᠥᠪᠰᠢᠨ ᠭᠠᠵᠠᠷ ᠲᠤ ᠰᠢᠯᠵᠢᠭᠦᠯᠦᠨ᠎ᠡ᠃ | ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇ᠠᠭᠤᠷᠬᠠᠢ ᠶᠢᠨ ᠬᠤᠳᠳᠤᠭ ᠲᠤ ᠰᠠᠯᠬᠢ ᠰᠠᠶᠢᠳᠤᠷ ᠨᠡᠪᠳᠡᠷᠡᠬᠦᠯᠵᠤ᠂ ᠤᠯᠠᠨ ᠵᠥᠢᠯ ᠤᠨ ᠰᠠᠯᠬᠢ ᠨᠡᠪᠳᠡᠷᠡᠬᠦᠯᠬᠦ ᠠᠷᠭ᠎ᠠ ᠭᠡᠮᠵᠢᠶ᠎ᠡ ᠶᠢ ᠭᠡᠷᠡᠭᠯᠡᠵᠤ᠂ | ᠬᠤᠳᠳᠤᠭ ᠲᠠᠬᠢ ᠭᠠᠰ ᠤᠨ ᠭᠡᠮᠵᠢᠶ᠎ᠡ ᠶᠢ ᠲᠤᠭᠳᠠᠭᠠᠭᠰᠠᠨ ᠠᠭᠤᠯᠤᠭᠳᠠᠴᠠ ᠠᠴᠠ ᠭᠡᠳᠥᠷᠡᠬᠦᠯᠬᠦ ᠥᠭᠡᠢ ᠪᠠᠶᠢᠬᠤ ᠶᠢ ᠪᠠᠳᠤᠯᠠᠵᠤ᠂ ᠪᠠᠶᠢᠴᠠᠭᠠᠬᠤ ᠲᠥᠷᠢᠮ ᠢ | ᠴᠢᠩᠭᠠᠷᠠᠭᠤᠯᠬᠤ ᠭᠡᠷᠡᠭᠳᠡᠢ᠂ ᠭᠠᠰ ᠲᠤᠤᠷ᠎ᠠ ᠠᠭᠤᠷᠬᠠᠢ ᠶᠢᠨ ᠬᠤᠳᠳᠤᠭ ᠲᠤ ᠪᠤᠯ ᠡᠭᠡᠯᠵᠢ ᠪᠥᠷᠢ ᠠᠯᠢ ᠴᠥᠭᠡᠨ ᠳᠡᠭᠡᠨ ᠬᠤᠶᠠᠷ ᠤᠳᠠᠭ᠎ᠠ ᠪᠠᠶᠢᠴᠠᠭᠠᠵᠤ᠂ ᠭᠠᠰ | ᠥᠨᠳᠥᠷ ᠠᠭᠤᠷᠬᠠᠢ ᠶᠢᠨ ᠬᠤᠳᠳᠤᠭ ᠲᠤ ᠪᠤᠯ ᠡᠭᠡᠯᠵᠢ ᠪᠥᠷᠢ ᠠᠯᠢ ᠴᠥᠭᠡᠨ ᠳᠡᠭᠡᠨ 3 ᠤᠳᠠᠭ᠎ᠠ ᠪᠠᠶᠢᠴᠠᠭᠠᠨ᠎ᠠ᠃ | ◇ᠬᠤᠳᠳᠤᠭ ᠲᠤ ᠪᠠᠭᠤᠬᠤ ᠳᠤ ᠲᠡᠮᠡᠬᠢ᠂ ᠨᠤᠴᠤᠭᠠᠯᠭ᠎ᠠ ᠡᠳ᠋ ᠠᠪᠴᠤ ᠤᠷᠤᠬᠤ ᠶᠢ ᠴᠠᠭᠠᠵᠠᠯᠠᠨ᠎ᠠ᠂ ᠴᠠᠬᠢᠯᠭᠠᠨ ᠵᠤᠤᠬ᠎ᠠ ᠪᠤᠯᠤᠨ ᠴᠠᠬᠢᠯᠭᠠᠨ ᠳ᠋ᠧᠩ ᠢᠶᠠᠷ | ᠲᠤᠯᠠᠭᠠᠴᠠᠵᠤ ᠪᠤᠯᠬᠤ ᠥᠭᠡᠢ᠃ ᠬᠤᠳᠳᠤᠭ ᠲᠤ ᠪᠠᠭᠤᠬᠤ ᠳᠤ ᠥᠪᠡᠷ ᠤᠨ ᠠᠪᠤᠷᠠᠬᠤ ᠭᠡᠷᠡᠭᠰᠡᠯ ᠢᠶᠠᠨ ᠠᠪᠴᠤ ᠤᠷᠤᠬᠤ ᠭᠡᠷᠡᠭᠳᠡᠢ᠃ | |