ᠤᠢ ᠰᠢᠭᠤᠢ ᠨᠤᠳᠤᠭ ᠪᠡᠯᠴᠢᠭᠡᠷ ᠤᠨ ᠭᠠᠯ ᠤᠨ ᠠᠶᠤᠯ ᠭᠡᠳᠡᠭ ᠨᠢ ᠤᠢ ᠰᠢᠭᠤᠢ᠂ ᠰᠢᠭᠤᠢᠢᠳᠤ ᠤᠷᠤᠨ᠂ ᠤᠢ ᠮᠤᠳᠤᠨ ᠤ ᠲᠥᠢᠮᠡᠷ ᠪᠠ ᠪᠠᠶᠢᠭᠠᠯᠢᠯᠢᠬ | ᠡᠪᠡᠰᠤ ᠪᠡᠯᠴᠢᠭᠡᠷ᠂ ᠲᠡᠷᠢᠮᠠᠯ ᠡᠪᠡᠰᠤ ᠪᠡᠯᠴᠢᠭᠡᠷ ᠤᠨ ᠲᠥᠢᠮᠡᠷ ᠢ ᠵᠢᠭᠠᠵᠤ ᠪᠠᠶᠢᠨ᠎ᠠ᠃ | ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ᠤᠢ ᠰᠢᠭᠤᠢ ᠨᠤᠳᠤᠭ ᠪᠡᠯᠴᠢᠭᠡᠷ ᠤᠨ ᠲᠥᠢᠮᠡᠷ ᠢ ᠤᠯᠵᠤ ᠮᠡᠳᠡᠪᠡᠯ᠂ ᠲᠡᠷᠦ᠋ᠢᠬᠠᠨ ᠴᠠᠭᠳᠠᠭ᠎ᠠ ᠳᠤ ᠮᠡᠳᠡᠭᠦᠯᠬᠦ ᠭᠡᠷᠡᠭᠳᠡᠢ᠂ ᠴᠠᠭᠳᠠᠭ᠎ᠠ ᠳᠤ ᠮᠡᠳᠡᠬᠦᠯᠬᠦ ᠳᠡᠭᠡᠨ | ᠲᠥᠢᠮᠡᠷ ᠤᠨ ᠭᠠᠵᠠᠷ ᠪᠠᠶᠢᠷᠢ᠂ ᠲᠥᠢᠮᠡᠷ ᠤᠨ ᠶᠡᠭᠡ ᠪᠠᠭ᠎ᠠ ᠶᠢᠨ ᠪᠠᠶᠢᠳᠠᠯ᠂ ᠬᠥᠮᠥᠨ ᠠᠮᠢᠳᠠᠨ ᠥᠬᠦᠵᠤ ᠰᠢᠷᠬᠠᠳᠤᠭᠰᠠᠨ ᠡᠰᠡᠬᠦ ᠵᠢᠴᠢ ᠮᠡᠳᠡᠬᠦᠯᠥᠭᠰᠡᠨ ᠬᠥᠮᠥᠨ ᠤ | ᠤᠪᠤᠭ ᠨᠡᠷ᠎ᠡ ᠪᠠ ᠬᠠᠷᠢᠯᠴᠠᠬᠤ ᠭᠡᠯᠪᠡᠷᠢ ᠪᠠᠨ ᠲᠤᠳᠤᠷᠬᠠᠢ ᠮᠡᠳᠡᠭᠳᠡᠬᠦ ᠭᠡᠷᠡᠭᠳᠡᠢ᠃ | 12119 ᠤᠳᠠᠰᠤ ᠪᠤᠯ ᠰᠥᠢᠳᠭᠡᠯ ᠬᠤᠷᠢᠶᠠᠬᠤ ᠥᠭᠡᠢ᠂ ᠮᠥᠡᠭᠬᠦ ᠰᠢᠷᠭᠤᠭᠤᠯᠬᠤ᠂ ᠺᠠᠷᠲ ᠵᠡᠷᠭᠡ ᠤᠯᠠᠨ ᠨᠡᠶᠢᠳᠡ ᠶᠢᠨ ᠭᠡᠷᠡᠭᠯᠡᠭᠡᠨ ᠤ ᠤᠳᠠᠰᠤ ᠪᠠᠷ | ᠴᠥᠮ ᠰᠢᠭᠤᠳ ᠤᠳᠠᠰᠤᠳᠠᠵᠤ ᠪᠤᠯᠤᠨ᠎ᠠ᠃ | ●ᠭᠠᠯ ᠲᠠᠯᠪᠢᠵᠤ ᠲᠠᠷᠤᠬᠤ᠄ ᠨᠡᠯᠢᠶᠡᠳ ᠠᠭᠤᠳᠠᠮ ᠲᠡᠭᠰᠢ ᠲᠡᠯ᠎ᠠ ᠳᠤ ᠪᠤᠯ ᠭᠤᠤᠯ ᠭᠤᠷᠤᠬ᠎ᠠ᠂ ᠵᠠᠮ ᠱᠤᠭᠤᠮ ᠢᠶᠠᠷ ᠲᠥᠰᠢᠭ ᠪᠤᠯᠭᠠᠵᠤ᠂ ᠭᠠᠯ ᠲᠠᠯᠪᠢᠬᠤ | ᠪᠠᠭᠠᠵᠢ ᠪᠠᠷ ᠡᠰᠡᠷᠬᠦ ᠵᠥᠭ ᠲᠤᠨᠢ ᠭᠠᠯ ᠲᠠᠯᠪᠢᠵᠤ᠂ ᠶᠡᠭᠡ ᠲᠥᠢᠮᠡᠷ ᠤᠨ ᠡᠰᠡᠷᠬᠦ ᠵᠥᠭ ᠲᠤᠨᠢ ᠬᠥᠭᠵᠢᠭᠡᠵᠤ᠂ ᠲᠥᠢᠮᠡᠷ ᠤᠨ ᠬᠥᠴᠥᠨ ᠢ ᠬᠤᠷᠢᠭᠯᠠᠨ ᠲᠠᠷᠤᠵᠤ | ᠠᠪᠤᠨ᠎ᠠ᠃ | ᠭᠤᠤᠯ ᠭᠤᠷᠤᠬ᠎ᠠ᠂ ᠵᠠᠮ ᠱᠤᠭᠤᠮ ᠥᠭᠡᠢ ᠪᠤᠯ ᠭᠠᠯ ᠲᠠᠯᠪᠢᠬᠤ ᠪᠠᠭᠠᠵᠢ ᠪᠠᠷ ᠤᠷᠤᠭᠤ ᠵᠥᠭ ᠲᠤᠨᠢ ᠭᠠᠯ ᠲᠠᠯᠪᠢᠵᠤ᠂ ᠬᠥᠮᠥᠰ ᠭᠠᠯᠳᠠᠭᠰᠠᠨ ᠮᠥᠷ ᠢᠶᠠᠷ | ᠪᠡᠶ᠎ᠡ ᠲᠠᠯᠳᠠᠯᠠᠬᠤ ᠶᠢᠨ ᠲᠠᠭᠠᠤ ᠭᠠᠷ ᠢᠶᠠᠷ ᠢᠶᠠᠨ ᠨᠦᠢᠳᠠᠨ ᠰᠢᠷᠤᠢ ᠶᠢ ᠮᠠᠯᠳᠠᠨ ᠬᠤᠨᠭ᠍ᠬᠤᠢᠢᠯᠠᠵᠤ᠂ ᠨᠦᠢᠳᠠᠨ ᠰᠢᠷᠤᠢ ᠳᠤ ᠨᠠᠭᠠᠯᠳᠤᠨ ᠠᠮᠢᠰᠬᠤᠬᠤ ᠪᠤᠶᠤ ᠨᠦᠢᠳᠠᠨ | ᠠᠯᠴᠢᠭᠤᠷ ᠢᠶᠠᠷ ᠠᠮᠠ ᠬᠠᠮᠠᠷ ᠢᠶᠠᠨ ᠲᠠᠷᠤᠵᠤ᠂ ᠨᠡᠬᠦᠷᠡᠰᠥᠳᠦ᠋ᠷᠥᠭᠴᠢ ᠶᠢᠨ ᠲᠠᠩ ᠢᠰᠥᠯ ᠳᠤ ᠬᠤᠤᠷᠳᠠᠭᠳᠠᠬᠤ ᠠᠴᠠ ᠰᠡᠷᠭᠡᠶᠢᠯᠡᠨ᠎ᠡ᠃ | ●ᠰᠠᠯᠬᠢᠨ ᠢ ᠰᠥᠷᠥᠵᠤ ᠭᠠᠯ ᠤᠨ ᠱᠤᠭᠤᠮ ᠢ ᠰᠢᠪᠳᠤᠯᠤᠨ ᠭᠠᠷᠬᠤ᠄ ᠭᠠᠯ ᠲᠠᠯᠪᠢᠬᠤ ᠪᠤᠶᠤ ᠪᠤᠰᠤᠳ ᠵᠥᠢᠯ ᠤᠨ ᠨᠥᠬᠦᠴᠡᠯ ᠥᠭᠡᠢ ᠥᠶᠡᠰ᠂ ᠰᠠᠯᠬᠢᠨ | ᠤ ᠤᠷᠤᠭᠤ ᠬᠥᠶᠥᠵᠤ ᠤᠭᠳᠤ ᠪᠤᠯᠬᠤ ᠥᠭᠡᠢ᠂ ᠨᠢᠭᠡᠨᠳᠡ ᠰᠢᠳᠠᠵᠤ ᠥᠡᠭᠭᠡᠷᠡᠭᠰᠡᠨ ᠪᠤᠶᠤ ᠡᠪᠡᠰᠤ ᠪᠡᠯᠴᠢᠭᠡᠷ ᠰᠡᠶᠢᠷᠡᠭ᠂ ᠭᠠᠵᠠᠷ ᠲᠠᠯᠠᠪᠠᠢ ᠲᠡᠭᠰᠢ ᠭᠠᠵᠠᠷ ᠢ | ᠰᠤᠩᠭᠤᠨ ᠬᠤᠪᠴᠠᠰᠤ ᠬᠤᠨᠠᠷ ᠢᠶᠠᠷ ᠢᠶᠠᠨ ᠲᠤᠯᠤᠭᠠᠢ ᠪᠠᠨ ᠪᠥᠳᠡᠭᠡᠵᠤ᠂ ᠰᠠᠯᠬᠢᠨ ᠤ ᠡᠰᠡᠷᠬᠦ ᠵᠥᠭ ᠭᠠᠯ ᠤᠨ ᠱᠤᠭᠤᠮ ᠢ ᠰᠢᠪᠳᠤᠯᠤᠨ ᠭᠠᠷᠴᠤ ᠰᠢᠳᠠᠭᠳᠠᠭᠰᠠᠨ | ᠭᠠᠵᠠᠷ ᠲᠡᠭᠡᠷ᠎ᠡ ᠭᠠᠷᠬᠤ ᠭᠡᠷᠡᠭᠳᠡᠢ᠃ | ●ᠡᠯᠢᠭᠡᠳᠡᠨ ᠭᠡᠪᠳᠡᠵᠤ ᠭᠠᠯ ᠤᠳᠤᠭ᠎ᠠ ᠠᠴᠠ ᠲᠠᠯᠳᠠᠯᠠᠬᠤ᠄ ᠭᠠᠯ ᠲᠠᠯᠪᠢᠵᠤ ᠲᠠᠷᠤᠵᠤ ᠵᠠᠪᠳᠤᠬᠤ ᠥᠭᠡᠢ᠂ ᠤᠢᠢᠷᠠᠬᠠᠨ ᠭᠤᠤᠯ ᠪᠠᠶᠢᠬᠤ ᠪᠠ ᠡᠪᠡᠰᠤ | ᠤᠷᠭᠤᠮᠠᠯ ᠥᠭᠡᠢ ᠪᠤᠶᠤ ᠤᠷᠭᠤᠮᠠᠯ ᠰᠡᠶᠢᠷᠡᠭ ᠪᠠᠶᠢᠬᠤ ᠰᠠᠯᠬᠢᠨ ᠤ ᠡᠰᠡᠷᠬᠦ ᠲᠡᠭᠰᠢ ᠲᠠᠯ᠎ᠠ ᠲᠠᠢ ᠭᠠᠵᠠᠷ ᠪᠤᠯ ᠬᠤᠪᠴᠠᠰᠤ ᠪᠠᠨ ᠨᠤᠷᠠᠭᠠᠵᠤ ᠲᠤᠯᠤᠭᠠᠢ ᠪᠠᠨ | ᠪᠥᠳᠡᠭᠡᠵᠤ᠂ ᠬᠤᠶᠠᠷ ᠭᠠᠷ ᠢᠶᠠᠨ ᠴᠡᠭᠡᠵᠢᠨ ᠲᠡᠭᠡᠷ᠎ᠡ ᠲᠠᠯᠪᠢᠵᠤ᠂ ᠡᠯᠢᠭᠡᠳᠡᠨ ᠭᠡᠪᠳᠡᠵᠤ ᠭᠠᠯ ᠤᠳᠤᠭ᠎ᠠ ᠠᠴᠠ ᠲᠠᠯᠳᠠᠯᠠᠬᠤ ᠭᠡᠷᠡᠭᠳᠡᠢ᠃ ᠡᠯᠢᠭᠡᠳᠡᠨ ᠭᠡᠪᠳᠡᠬᠦ ᠳᠡᠭᠡᠨ | ᠤᠳᠤᠭ᠎ᠠ ᠤᠨᠢᠶᠠᠷ ᠲᠤ ᠬᠠᠭ᠋ᠠᠵᠤ ᠪᠥᠳᠡᠬᠦ ᠠᠴᠠ ᠰᠡᠷᠭᠡᠶᠢᠯᠡᠬᠦ ᠶᠢᠨ ᠲᠤᠰᠠᠳᠠ᠂ ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠲᠠᠷᠤᠬᠤ ᠶᠢᠨ ᠲᠠᠭᠠᠤ ᠭᠠᠵᠠᠷ | ᠬᠤᠨᠭ᠍ᠬᠤᠢᠢᠯᠠᠨ ᠠᠮᠢᠰᠬᠤᠪᠠᠯ ᠤᠳᠤᠭᠠᠨ ᠤ ᠭᠠᠯ ᠠᠴᠠ ᠵᠠᠶᠢᠯᠠᠵᠤ ᠪᠠᠷ ᠪᠤᠳᠦᠯᠬᠢᠯᠠᠨᠠ᠃ ᠶᠡᠭᠡ ᠲᠠᠮᠢᠷ ᠲᠠᠭᠠᠷᠢᠨ ᠢᠷᠡᠵᠤ᠂ ᠬᠥᠮᠥᠨ ᠤ ᠬᠥᠴᠤ ᠪᠠᠷ ᠬᠤᠷᠢᠭᠯᠠᠵᠤ | ᠲᠡᠶᠢᠯᠬᠦ ᠥᠭᠡᠢ ᠪᠤᠯᠤᠭᠰᠠᠨ ᠥᠶᠡᠰ᠂ ᠴᠠᠭ ᠮᠥᠴᠡ ᠵᠠᠪ ᠲᠠᠢ ᠯᠠ ᠪᠤᠯ ᠲᠥᠷᠭᠡᠨ ᠠᠮᠤᠷ ᠲᠥᠪᠰᠢᠨ ᠭᠠᠵᠠᠷ ᠰᠢᠯᠵᠢᠵᠤ᠂ ᠥᠬᠦᠯ ᠰᠢᠷᠬᠠᠳᠤᠯ ᠠᠴᠠ ᠵᠠᠶᠢᠯᠠᠬᠤ | ᠭᠡᠷᠡᠭᠳᠡᠢ᠃ | ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇10∶00 ~ 16∶00 ᠴᠠᠭ ᠤᠨ ᠬᠤᠭᠤᠷᠤᠨᠳᠤ ᠢᠯᠠᠩᠭᠤᠶ᠎ᠠ ᠥᠳᠡ ᠶᠢᠨ ᠬᠤᠶᠢᠨ᠎ᠠ ᠪᠤᠯ ᠰᠠᠯᠬᠢ ᠶᠡᠭᠡ ᠶᠠᠭᠤᠮ᠎ᠠ ᠬᠠᠭᠤᠷᠠᠢ᠂ ᠲᠥᠢᠮᠡᠷ ᠤᠨ | ᠢᠯᠴᠢ ᠥᠨᠳᠥᠷ᠂ ᠴᠢᠬᠢᠭ ᠪᠠᠭ᠎ᠠ᠂ ᠰᠠᠯᠬᠢᠨ ᠤ ᠴᠢᠭᠯᠡᠯ ᠤᠨ ᠬᠤᠪᠢᠷᠠᠯᠳᠠ ᠲᠥᠷᠭᠡᠨ ᠪᠠᠶᠢᠳᠠᠭ ᠪᠤᠯᠬᠤᠷ ᠤᠢ ᠰᠢᠭᠤᠢ ᠶᠢᠨ ᠲᠥᠢᠮᠡᠷ ᠢ ᠤᠨᠳᠠᠷᠠᠭᠠᠬᠤ ᠳᠤ ᠲᠦᠢᠯ | ᠤᠨ ᠠᠰᠢᠬ ᠥᠭᠡᠢ ᠴᠠᠭ ᠬᠤᠭᠤᠴᠠᠭ᠎ᠠ ᠪᠠ ᠴᠠᠭ ᠠᠭᠤᠷ ᠤᠨ ᠨᠥᠬᠦᠴᠡᠯ ᠪᠤᠯᠤᠨ᠎ᠠ᠃ | ◇ᠲᠥᠢᠮᠡᠷ ᠤᠨ ᠤᠷᠴᠢᠨ ᠳᠠᠬᠢ ᠰᠢᠳᠠᠮᠠᠭᠠᠢ ᠪᠤᠳᠠᠰ ᠤᠨ ᠲᠥᠪᠰᠢᠨ ᠪᠤᠯᠤᠨ ᠡᠭ᠍ᠴᠡ ᠲᠡᠷᠬᠠᠴᠠ ᠶᠢᠨ ᠪᠠᠶᠢᠳᠠᠯ ᠨᠢ ᠤᠢ ᠶᠢᠨ ᠲᠥᠢᠮᠡᠷ ᠤᠨ ᠰᠢᠳᠠᠬᠤ ᠴᠢᠭᠯᠡᠯ | ᠤᠨ ᠬᠤᠪᠢᠷᠠᠯᠳᠠ ᠶᠢ ᠨᠥᠯᠥᠭᠡᠯᠡᠳᠡᠭ᠃ ᠢᠯᠠᠩᠭᠤᠶ᠎ᠠ ᠪᠢᠯᠢᠭ ᠴᠢᠨᠠᠷᠳᠠᠢ ᠰᠤᠯᠠ ᠡᠪᠡᠰᠤ ᠪᠤᠯᠤᠨ ᠨᠤᠴᠤᠮᠠᠳᠠᠭᠠᠢ ᠰᠥᠭᠡᠭ ᠮᠤᠳᠤᠨ ᠪᠥᠰᠡ ᠨᠢ ᠤᠢ ᠶᠢᠨ ᠲᠥᠢᠮᠡᠷ | ᠤᠨ ᠥᠷᠪᠢᠰᠬᠦ ᠬᠤᠷᠳᠤᠴᠠ ᠶᠢ ᠭᠡᠨᠡᠳᠳᠡ ᠰᠢᠷᠥᠬᠦᠰᠭᠡᠵᠤ᠂ ᠤᠢ ᠶᠢᠨ ᠲᠥᠢᠮᠡᠷ ᠤᠨ ᠰᠢᠳᠠᠬᠤ ᠴᠢᠭᠯᠡᠯ ᠢ ᠥᠭᠡᠷᠡᠳᠡᠬᠦᠯᠵᠤ᠂ ᠶᠡᠭᠡ ᠬᠥᠴᠥᠳᠡᠢ ᠤᠢ ᠶᠢᠨ | ᠲᠥᠢᠮᠡᠷ ᠢ ᠪᠤᠢ ᠪᠤᠯᠭᠠᠳᠠᠭ᠃ ᠰᠢᠳᠠᠮᠠᠬᠠᠢ ᠪᠤᠳᠠᠰ ᠤᠨ ᠡᠭ᠍ᠴᠡ ᠲᠡᠷᠬᠠᠯᠳᠠ ᠨᠢ ᠢᠯᠡᠳᠳᠡ ᠪᠠᠶᠢᠳᠠᠭ ᠭᠠᠵᠠᠷ ᠲᠤ ᠭᠠᠵᠠᠷ ᠲᠡᠭᠡᠷᠡᠬᠢ ᠲᠥᠢᠮᠡᠷ ᠪᠠ ᠮᠤᠳᠤᠨ ᠤ | ᠤᠷᠤᠢ ᠶᠢᠨ ᠭᠠᠯ ᠴᠤᠭ ᠲᠠᠭᠠᠨ ᠡᠬᠦᠰᠴᠤ᠂ ᠪᠤᠰᠤᠭ᠎ᠠ ᠴᠤᠭᠴᠠ ᠪᠠᠷ ᠰᠢᠳᠠᠳᠠᠭ᠃ | ◇ᠤᠢ ᠶᠢᠨ ᠲᠥᠢᠮᠡᠷ ᠭᠠᠷᠤᠭᠰᠠᠨ ᠥᠶ᠎ᠡ ᠳᠤ ᠥᠬᠦᠯ ᠰᠢᠷᠬᠠᠳᠤᠯ ᠤᠨ ᠠᠳᠡᠯ ᠭᠠᠷᠳᠠᠭ ᠤᠨ ᠭᠤᠤᠯ ᠰᠢᠯᠳᠠᠭᠠᠨ ᠨᠢ ᠭᠡᠪᠡᠯ᠄ ᠤᠢ ᠶᠢᠨ ᠲᠥᠢᠮᠡᠷ ᠤᠨ | ᠰᠢᠳᠠᠯᠳᠠ ᠶᠢᠨ ᠴᠢᠭᠯᠡᠯ ᠤᠨ ᠬᠤᠪᠢᠷᠠᠯᠳᠠ ᠶᠢ ᠪᠤᠷᠤᠭᠤ ᠮᠠᠭᠠᠳᠯᠠᠭᠰᠠᠨ ᠠᠴᠠ ᠪᠤᠯᠳᠠᠭ︔ ᠰᠠᠯᠬᠢᠨ ᠤᠷᠤᠭᠤ ᠲᠤᠳᠠᠭᠠᠵᠤ ᠵᠠᠶᠢᠯᠠᠭᠰᠠᠨ ᠠᠴᠠ ᠪᠤᠯᠳᠠᠭ︔ ᠡᠪᠡᠰᠤ | ᠪᠡᠯᠴᠢᠭᠡᠷ ᠪᠤᠶᠤ ᠰᠤᠯᠠ ᠪᠤᠳᠠ ᠰᠥᠭᠡᠭ ᠲᠤ ᠲᠠᠯᠳᠠᠯᠠᠭᠰᠠᠨ ᠠᠴᠠ ᠪᠤᠯᠳᠠᠭ︔ ᠭᠠᠵᠠᠷ ᠤᠨ ᠪᠠᠶᠢᠴᠠ ᠶᠢᠨ ᠨᠥᠬᠦᠴᠡᠯ ᠢ ᠲᠤᠳᠤᠷᠬᠠᠢ ᠮᠡᠳᠡᠬᠦ ᠥᠭᠡᠢ᠂ ᠲᠥᠢᠮᠡᠷ | ᠠᠴᠠ ᠵᠠᠶᠢᠯᠠᠬᠤ ᠠᠮᠤᠷ ᠲᠥᠪᠰᠢᠨ ᠤᠷᠤᠨ ᠪᠠᠶᠢᠭᠤᠯᠤᠭᠰᠠᠨ ᠥᠭᠡᠢ ᠠᠴᠠ ᠪᠤᠯᠳᠠᠭ︔ ᠥᠳᠭᠡᠨ ᠤᠳᠤᠭᠠᠨ ᠳᠤ ᠬᠠᠭ᠋ᠠᠵᠤ ᠪᠥᠭᠯᠡᠷᠡᠭᠰᠡᠨ ᠪᠠ ᠥᠨᠳᠥᠷ ᠬᠠᠯᠠᠭᠤᠨ | ᠳᠤ ᠬᠠᠯᠠᠵᠤ ᠰᠢᠷᠬᠠᠳᠠᠭᠰᠠᠨ ᠠᠴᠠ ᠪᠤᠯᠳᠠᠭ︔ ᠤᠢ ᠶᠢᠨ ᠲᠥᠢᠮᠡᠷ ᠲᠤ ᠭᠡᠳᠥᠷᠭᠡᠢ ᠠᠶᠤᠵᠤ ᠭᠡᠯᠮᠡᠭᠳᠡᠭᠰᠡᠨ ᠠᠴᠠ ᠪᠤᠯᠳᠠᠭ︔ ᠪᠠᠭ᠎ᠠ ᠭᠠᠯ ᠢ ᠪᠠᠰᠤᠮᠵᠢᠯᠠᠭᠰᠠᠨ ᠪᠠ | ᠰᠢᠳᠠᠭᠰᠠᠨ ᠮᠤᠳᠤ᠂ ᠴᠢᠯᠠᠭᠤᠨ ᠳᠤ ᠴᠤᠬᠢᠭᠳᠠᠭᠰᠠᠨ ᠠᠴᠠ ᠪᠤᠯᠳᠠᠭ᠃ | |