ᠤᠡᠭᠭᠤᠴᠠ ᠰᠡᠯ᠂ ᠬᠥᠪᠪᠥᠬᠦᠮᠡᠯ ᠪᠡᠯᠡᠳᠭᠡᠮᠵᠢ ᠨᠢ ᠲᠤᠳᠤᠭᠠᠳᠤ ᠭᠤᠤᠯ ᠮᠥᠷᠡᠨ ᠤ ᠤᠰᠤᠨ ᠨᠡᠪᠳᠡᠷᠡᠯᠭᠡ ᠶᠢᠨ ᠬᠥᠷᠢᠶ᠎ᠡ ᠭᠡᠪᠴᠢᠶᠡᠨ ᠳᠤ ᠡᠬᠦᠰᠥᠭᠰᠡᠨ | ᠮᠥᠷᠬᠦᠯᠳᠥᠬᠦ᠂ ᠱᠥᠷᠬᠦᠯᠳᠥᠬᠦ᠂ ᠲᠡᠯᠳᠠ ᠬᠠᠳᠠᠨ ᠳᠤ ᠮᠥᠷᠬᠦᠬᠦ᠂ ᠲᠠᠪᠠᠯᠭᠠᠨ ᠳᠤ ᠰᠥᠢᠷᠡᠬᠦ᠂ ᠲᠠᠭᠠᠭᠠᠴᠠ ᠳᠤ ᠲᠡᠷᠤᠭᠳᠠᠬᠤ᠂ ᠭᠠᠯ ᠤᠨ ᠠᠶᠤᠯ ᠡᠬᠦᠰᠬᠦ᠂ | ᠲᠡᠯᠪᠡᠷᠡᠬᠦ᠂ ᠵᠢᠪᠪᠥᠬᠦ ᠵᠡᠷᠭᠡ ᠬᠥᠮᠥᠨ ᠬᠠᠷ᠎ᠠ ᠥᠬᠦᠵᠤ ᠰᠢᠷᠬᠠᠳᠤᠬᠤ ᠪᠠ ᠡᠳ᠋ ᠬᠥᠷᠥᠩᠭᠡ ᠬᠤᠬᠢᠷᠠᠬᠤ ᠡ᠊ᠨᠳᠡᠯ ᠢ ᠤᠰᠤᠨ ᠲᠡᠭᠡᠷᠡᠬᠢ ᠵᠠᠮ ᠬᠠᠷᠢᠯᠴᠠᠭᠠᠨ ᠤ | ᠡ᠊ᠨᠳᠡᠯ ᠭᠡᠨ᠎ᠡ᠃ | ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ᠰᠠᠨᠠᠭᠠᠨ ᠳᠤ ᠥᠭᠡᠢ ᠪᠠᠷ ᠤᠰᠤᠨ ᠲᠡᠭᠡᠷ᠎ᠡ ᠵᠠᠮ ᠬᠠᠷᠢᠯᠴᠠᠭᠠᠨ ᠤ ᠡ᠊ᠨᠳᠡᠯ ᠡᠬᠦᠰᠴᠤ᠂ ᠠᠪᠤᠷᠠᠯᠳᠠ ᠶᠢᠨ ᠲᠥᠬᠦᠭᠡᠷᠥᠮᠵᠢ ᠶᠢ ᠠᠰᠢᠭᠯᠠᠨ ᠤᠰᠤᠨ ᠳᠤ | ᠥᠰᠥᠷᠴᠤ ᠠᠮᠢ ᠮᠤᠯᠳᠤᠷᠠᠵᠤ ᠵᠠᠪᠳᠤᠬᠤ ᠥᠭᠡᠢ ᠪᠤᠯᠤᠭᠰᠠᠨ ᠥᠶ᠎ᠡ ᠳᠤ ᠲᠤᠤᠷᠠᠬᠢ ᠭᠡᠳᠥᠨ ᠵᠠᠷᠴᠢᠮ ᠢ ᠡᠵᠡᠮᠰᠢᠨ᠎ᠠ᠃ | ︵ᠨᠢᠭᠡ︶ ᠠᠶᠤᠯ ᠳᠤ ᠲᠤᠯᠭᠠᠷᠠᠨ ᠠᠪᠤᠷᠠᠭᠤᠯᠬᠤ ᠵᠠᠷᠴᠢᠮ | ● ᠤᠰᠤᠨ ᠳᠤ ᠥᠰᠥᠷᠬᠦ ᠠᠴᠠ ᠪᠠᠨ ᠡᠮᠥᠨ᠎ᠡ ᠠᠯᠢ ᠴᠢᠳᠠᠬᠤ ᠪᠠᠷ ᠠᠶᠤᠯ ᠳᠤ ᠲᠤᠯᠭᠠᠷᠠᠨ ᠠᠪᠤᠷᠠᠭᠤᠯᠬᠤ ᠲᠤᠬᠢᠶ᠎ᠠ ᠲᠠᠯᠪᠢᠨ᠎ᠠ᠃ | ● ᠠᠯᠢ ᠴᠢᠳᠠᠬᠤ ᠪᠠᠷ ᠲᠤᠭᠳᠠᠮᠠᠯ ᠶᠠᠭᠤᠮ᠎ᠠ ᠠᠴᠠ ᠵᠢᠭᠤᠷᠠᠵᠤ᠂ ᠤᠷᠤᠰᠬᠠᠯ ᠤᠰᠤᠨ ᠳᠤ ᠬᠤᠮᠤᠷᠠᠭᠳᠠᠨ ᠶᠠᠪᠤᠬᠤ ᠪᠤᠶᠤ ᠲᠡᠯ ᠰᠤᠯᠠ ᠶᠠᠭᠤᠮᠠᠨ ᠳᠤ | ᠮᠥᠷᠬᠦᠵᠤ ᠰᠢᠷᠬᠠᠳᠤᠬᠤ ᠠᠴᠠ ᠬᠢᠴᠢᠶᠡᠨ᠎ᠡ᠃ | ● ᠠᠪᠤᠷᠠᠨ ᠲᠤᠰᠠᠯᠠᠬᠤ ᠤᠡᠭᠭᠤᠴᠠ ᠰᠡᠯ ᠪᠤᠶᠤ ᠤᠢᠢᠷ᠎ᠠ ᠬᠠᠪᠢ ᠶᠢᠨ ᠤᠡᠭᠭᠤᠴᠠ ᠰᠡᠯ ᠤᠢᠢᠷᠠᠳᠤᠬᠤ ᠥᠶᠡᠰ᠂ ᠤᠷᠢᠯᠠᠨ ᠲᠠᠭᠤᠳᠠᠬᠤ ᠪᠤᠶᠤ ᠬᠤᠪᠴᠠᠰᠤ | ᠬᠤᠨᠠᠷ ᠢᠶᠠᠷ ᠢᠶᠠᠨ ᠲᠠᠯᠯᠠᠵᠤ᠂ ᠠᠯᠢ ᠴᠢᠳᠠᠬᠤ ᠪᠠᠷ ᠨᠥᠬᠦᠭᠡ ᠡᠳᠡᠭᠡᠳ ᠤᠨ ᠠᠩᠬᠠᠷᠤᠯ ᠢ ᠲᠠᠳᠠᠵᠤ᠂ ᠡᠷᠳᠡᠭᠡᠨ ᠠᠪᠤᠷᠠᠭᠤᠯᠬᠤ ᠭᠡᠷᠡᠭᠳᠡᠢ᠃ | ︵ᠬᠤᠶᠠᠷ︶ ᠤᠰᠤᠨ ᠳᠤ ᠥᠰᠥᠷᠴᠤ ᠥᠪᠡᠷ ᠢ ᠪᠠᠨ ᠠᠪᠤᠷᠠᠬᠤ ᠵᠠᠷᠴᠢᠮ | ● ᠤᠰᠤᠨ ᠳᠤ ᠥᠰᠥᠷᠬᠦ ᠠᠴᠠ ᠪᠠᠨ ᠡᠮᠥᠨ᠎ᠡ ᠠᠯᠢ ᠴᠢᠳᠠᠬᠤ ᠪᠠᠷ ᠤᠰᠤᠨ ᠲᠡᠭᠡᠷ᠎ᠡ ᠬᠥᠪᠪᠥᠮᠡᠯ ᠶᠠᠭᠤᠮ᠎ᠠ ᠲᠤᠬᠠᠢᠢᠯᠠᠪᠠᠯ ᠬᠤᠭᠤᠰᠤᠨ ᠮᠤᠳᠤᠨ | ᠠᠪᠳᠠᠷ᠎ᠠ᠂ ᠮᠤᠳᠤ ᠪᠠᠩᠰᠠ᠂ ᠲᠤᠮᠤ ᠭᠡᠰᠡᠭ ᠬᠥᠪᠪᠥᠮᠡᠯ ᠰᠥᠯᠢᠶᠤᠤ ᠵᠡᠷᠭᠡ ᠶᠢ ᠰᠢᠳᠡᠭᠡᠳ ᠤᠰᠤᠨ ᠳᠤ ᠥᠰᠥᠷᠥᠭᠰᠡᠨ ᠤ ᠪᠠᠨ ᠲᠠᠷᠠᠭ᠎ᠠ ᠬᠥᠪᠪᠥᠯᠳᠡ ᠪᠠᠭᠠᠵᠢ | ᠪᠤᠯᠭᠠᠬᠤ ᠭᠡᠷᠡᠭᠳᠡᠢ᠃ | ● ᠤᠰᠤᠨ ᠳᠤ ᠥᠰᠥᠷᠬᠦ ᠳᠡᠭᠡᠨ ᠠᠯᠢ ᠴᠢᠳᠠᠬᠤ ᠪᠠᠷ ᠲᠡᠭᠡᠰᠥᠨ ᠱᠠᠳᠤ᠂ ᠲᠡᠭᠡᠰᠤ ᠵᠡᠷᠭᠡ ᠪᠠᠷ ᠤᠰᠤᠨ ᠳᠤ ᠬᠤᠯᠭᠤᠨ ᠤᠷᠤᠬᠤ ᠶᠢ ᠠᠩᠬᠠᠷᠤᠨ᠎ᠠ᠃ | ● ᠤᠰᠤᠨ ᠳᠤ ᠥᠰᠥᠷᠬᠦ ᠳᠡᠭᠡᠨ ᠬᠤᠶᠠᠷ ᠰᠤᠭᠤ ᠪᠠᠨ ᠰᠠᠶᠢᠳᠤᠷ ᠬᠠᠪᠴᠢᠵᠤ᠂ ᠨᠢᠭᠡ ᠭᠠᠷ ᠢᠶᠠᠷ ᠢᠶᠠᠨ ᠬᠠᠮᠠᠷ ᠢᠶᠠᠨ ᠴᠢᠮᠬᠢᠵᠤ᠂ ᠨᠥᠬᠦᠭᠡ ᠭᠠᠷ ᠢᠶᠠᠷ | ᠢᠶᠠᠨ ᠠᠪᠤᠷᠠᠯᠳᠠ ᠶᠢᠨ ᠬᠤᠪᠴᠠᠰᠤ ᠪᠠᠨ ᠰᠠᠶᠢᠳᠤᠷ ᠲᠤᠷᠤᠭᠰᠢ ᠴᠢᠩᠭᠠᠭᠠᠵᠤ᠂ ᠬᠥᠨ ᠠᠮᠢᠰᠬᠤᠵᠤ᠂ ᠠᠮᠠ ᠪᠠᠨ ᠬᠤᠮᠢᠵᠤ᠂ ᠬᠤᠶᠠᠷ ᠬᠥᠯ ᠢᠶᠠᠨ ᠵᠢᠬᠢᠵᠤ᠂ | ᠡᠭ᠍ᠴᠡ ᠪᠤᠰᠤᠭ᠎ᠠ ᠭᠡᠯᠪᠡᠷᠢ ᠪᠠᠷ ᠤᠷᠤᠬᠤ ᠭᠡᠷᠡᠭᠳᠡᠢ᠃ | ● ᠤᠰᠤᠨ ᠳᠤ ᠥᠰᠥᠷᠥᠭᠰᠡᠨ ᠤ ᠰᠡᠬᠦᠯᠡᠷ ᠠᠯᠢ ᠲᠥᠷᠭᠡᠨ ᠢᠶᠠᠷ ᠠᠶᠤᠯ ᠳᠤ ᠤᠴᠠᠷᠠᠭᠰᠠᠨ ᠤᠡᠭᠭᠤᠴᠠ ᠰᠡᠯ ᠠᠴᠠ ᠤᠮᠪᠠᠨ ᠵᠠᠶᠢᠯᠠᠵᠤ᠂ ᠵᠢᠪᠪᠥᠵᠤ | ᠲᠤᠨᠤᠭᠰᠠᠨ ᠤᠡᠭᠭᠤᠴᠠᠨ ᠤ ᠡᠷᠬᠢᠯᠭᠡᠨ ᠳᠤ ᠬᠤᠮᠤᠷᠠᠭᠳᠠᠬᠤ ᠠᠴᠠ ᠰᠡᠷᠭᠡᠶᠢᠯᠡᠨ᠎ᠡ᠃ | ● ᠤᠰᠤᠨ ᠳᠤ ᠥᠰᠥᠷᠥᠭᠰᠡᠨ ᠤ ᠰᠡᠬᠦᠯᠡᠷ ᠭᠡᠷᠪᠡ ᠲᠥᠷᠪᠡᠨ ᠲᠠᠯ᠎ᠠ ᠪᠠᠷ ᠨᠢ ᠲᠤᠰᠤᠨ ᠤ ᠭᠠᠯ ᠪᠠᠶᠢᠪᠠᠯ᠂ ᠠᠪᠤᠷᠠᠯᠳᠠ ᠶᠢᠨ ᠬᠤᠪᠴᠠᠰᠤ ᠪᠠᠨ ᠲᠡᠶᠢᠯᠵᠤ᠂ | ᠤᠰᠤᠨ ᠲᠤᠭᠤᠤᠷ ᠰᠠᠯᠬᠢᠨ ᠤ ᠥᠭᠡᠳᠡ ᠤᠮᠪᠠᠨ ᠤᠴᠢᠬᠤ ᠭᠡᠷᠡᠭᠳᠡᠢ᠃ ᠤᠰᠤᠨ ᠲᠡᠭᠡᠷ᠎ᠡ ᠭᠠᠷᠴᠤ ᠠᠮᠢᠰᠬᠤᠯ ᠰᠤᠯᠢᠬᠤ ᠳᠠᠭᠠᠨ ᠬᠤᠶᠠᠷ ᠭᠠᠷ ᠢᠶᠠᠷ ᠢᠶᠠᠨ ᠤᠰᠤᠨ | ᠲᠡᠭᠡᠷᠡᠬᠢ ᠲᠤᠰᠤ ᠪᠠ ᠭᠠᠯ ᠢ ᠢᠷᠡᠵᠤ ᠪᠠᠶᠢᠭᠠᠳ ᠲᠠᠬᠢᠨ ᠲᠤᠯᠤᠭᠠᠢ ᠪᠠᠨ ᠭᠠᠷᠭᠠᠨ ᠠᠮᠢᠰᠬᠤᠬᠤ ᠭᠡᠷᠡᠭᠳᠡᠢ᠃ | ︵ᠭᠤᠷᠪᠠ︶ ᠤᠰᠤᠨ ᠳᠤ ᠠᠮᠢ ᠪᠠᠨ ᠬᠠᠮᠠᠭᠠᠯᠠᠬᠤ ᠵᠠᠷᠴᠢᠮ | ● ᠤᠰᠤᠨ ᠳᠤ ᠤᠷᠤᠭᠰᠠᠤᠨ ᠠᠯᠢ ᠴᠢᠳᠠᠬᠤ ᠪᠠᠷ ᠬᠥᠪᠪᠥᠮᠡᠯ ᠪᠤᠳᠠᠰ ᠤᠨ ᠲᠤᠭᠤᠷᠢᠨ ᠳᠤ ᠴᠤᠭᠯᠠᠷᠠᠬᠤ ᠶᠢ ᠠᠩᠬᠠᠷᠤᠨ᠎ᠠ᠃ | ● ᠤᠰᠤᠨ ᠳᠤ ᠥᠰᠥᠷᠥᠭᠰᠡᠨ ᠤ ᠰᠡᠬᠦᠯᠡᠷ ᠠᠪᠤᠷᠠᠯᠳᠠ ᠶᠢᠨ ᠬᠤᠪᠴᠠᠰᠤ ᠲᠠᠢ ᠪᠤᠯ ᠠᠯᠢ ᠴᠢᠳᠠᠬᠤ ᠪᠠᠷ ᠪᠠᠭ᠎ᠠ ᠬᠥᠳᠡᠯᠭᠡᠭᠡᠨ ᠬᠢᠵᠤ ᠪᠡᠶ᠎ᠡ ᠪᠠᠨ | ᠬᠥᠪᠪᠥᠬᠦᠯᠬᠦ ᠭᠡᠷᠡᠭᠳᠡᠢ᠃ ᠤᠰᠤᠨ ᠳᠤ ᠤᠮᠪᠠᠵᠤ ᠴᠢᠳᠠᠭᠰᠠᠳ ᠲᠠᠩᠭᠠᠢᠢᠵᠤ ᠤᠮᠪᠠᠭ᠋ᠤ ᠭᠡᠯᠪᠡᠷᠢ ᠪᠠᠷ ᠬᠥᠯ ᠭᠠᠷ ᠢᠶᠠᠷ ᠢᠶᠠᠨ ᠤᠰᠤ ᠶᠢ ᠬᠥᠡᠭᠭᠡᠭᠡᠨ ᠰᠡᠯᠢᠵᠤ᠂ | ᠤᠷᠳᠤ ᠴᠠᠭ ᠢᠶᠠᠷ ᠬᠥᠪᠪᠥᠬᠦ ᠶᠢ ᠪᠠᠳᠤᠯᠠᠵᠤ᠂ ᠠᠪᠤᠷᠠᠨ ᠲᠤᠰᠠᠯᠠᠬᠤ ᠶᠢ ᠬᠥᠯᠢᠴᠡᠩᠬᠦᠢ ᠪᠠᠷ ᠬᠥᠯᠢᠶᠡᠬᠦ ᠭᠡᠷᠡᠭᠳᠡᠢ᠃ | ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇ ᠨᠡᠷ᠎ᠡ ᠴᠤᠯᠠ ᠥᠭᠡᠢ ᠤᠡᠭᠭᠤᠴᠠ᠂ ᠥᠨᠡᠮᠯᠡᠯ ᠥᠭᠡᠢ ᠤᠡᠭᠭᠤᠴᠠ᠂ ᠭᠠᠷᠠᠮ ᠤᠨ ᠲᠡᠮᠳᠡᠭ ᠥᠭᠡᠢ ᠤᠡᠭᠭᠤᠴᠠ ᠪᠠ ᠠᠴᠢᠶ᠎ᠠ ᠭᠡᠳᠥᠷᠡᠭᠰᠡᠨ ᠤᠡᠭᠭᠤᠴᠠᠨ | ᠳᠤ ᠰᠠᠭᠤᠵᠤ ᠪᠤᠯᠬᠤ ᠥᠭᠡᠢ᠃ | ◇ ᠶᠡᠭᠡ ᠰᠠᠯᠬᠢ ᠪᠤᠷᠤᠭᠠᠨ ᠲᠠᠢ ᠥᠶ᠎ᠡ ᠳᠤ ᠨᠠᠭᠤᠷ᠂ ᠴᠥᠬᠦᠷᠥᠮ ᠤᠨ ᠤᠷᠤᠨ ᠳᠤ ᠵᠤᠭᠠᠴᠠᠯ ᠤᠨ ᠤᠡᠭᠭᠤᠴᠠᠨ ᠳᠤ ᠰᠠᠭᠤᠵᠤ ᠪᠤᠯᠬᠤ ᠥᠭᠡᠢ︔ ᠬᠠᠳᠤᠨ | ᠭᠤᠤᠯ ᠤᠨ ᠰᠥᠩ ᠤᠨ ᠬᠤᠭᠤᠴᠠᠭ᠎ᠠ᠂ ᠲᠡᠭᠷᠢ ᠮᠠᠭᠤᠬᠠᠢ ᠥᠶ᠎ᠡ ᠳᠤ ᠤᠡᠭᠭᠤᠴᠠᠨ ᠳᠤ ᠰᠠᠭᠤᠵᠤ ᠪᠤᠯᠬᠤ ᠥᠭᠡᠢ᠃ | ◇ ᠬᠥᠪᠪᠥᠮᠡᠯ ᠬᠥᠬᠦᠷᠭᠡ ᠪᠠᠷ ᠥᠡᠭᠭᠡᠷᠡᠬᠦ ᠳᠡᠭᠡᠨ ᠬᠥᠮᠥᠨ ᠲᠡᠷᠭᠡ ᠶᠢ ᠰᠠᠯᠭᠠᠵᠤ᠂ ᠵᠢᠯᠤᠭᠤᠴᠢ ᠶᠢ ᠭᠠᠷᠭᠠᠪᠠᠯ᠂ ᠪᠤᠰᠤᠳ ᠬᠥᠮᠥᠰ ᠨᠢ ᠶᠠᠪᠠᠭᠠᠨ ᠢᠶᠠᠷ | ᠬᠥᠪᠪᠥᠮᠡᠯ ᠬᠥᠬᠦᠷᠭᠡ ᠶᠢ ᠥᠡᠭᠭᠡᠷᠡᠬᠦ ᠭᠡᠷᠡᠭᠳᠡᠢ᠃ | ◇ ᠵᠤᠭᠠᠴᠠᠯ ᠤᠨ ᠤᠡᠭᠭᠤᠴᠠ᠂ ᠬᠡᠳᠥᠯᠬᠦ ᠰᠡᠯ ᠳᠤ ᠰᠠᠭᠤᠬᠤ ᠠᠴᠠ ᠪᠠᠨ ᠡᠮᠥᠨ᠎ᠡ ᠠᠪᠤᠷᠠᠯᠳᠠ ᠶᠢᠨ ᠬᠤᠪᠴᠠᠰᠤ ᠶᠢ ᠰᠠᠶᠢᠳᠤᠷ ᠡᠮᠦᠰᠴᠤ ᠠᠶᠠᠯᠠᠨ᠎ᠠ ᠃ | |